ᠮᠣᠩᠭᠣᠯ

ᠴᠤᠤᠲᠤ ᠶᠢᠨ ᠴᠠᠭᠠᠭᠴᠢ ᠭᠡᠭᠦᠦ /ᠮᠣᠩᠭᠣᠯ ᠠᠷᠠᠳ ᠤᠨ ᠦᠯᠢᠭᠡᠷ/

ᠴᠤᠤᠲᠤ ᠶᠢᠨ ᠴᠠᠭᠠᠭᠴᠢ ᠭᠡᠭᠦᠦ ᠴᠣᠯᠮᠣᠨ ᠴᠣᠬᠣᠷ ᠤᠨᠠᠭ᠎ᠠ᠂ ᠳᠠᠯᠠᠨ ᠬᠣᠶᠠᠷ

ᠢᠵᠢᠯᠢ ᠰᠦᠷᠦᠭ᠂ ᠳᠠᠷᠬᠠᠨ ᠬᠤᠯᠠ ᠠᠵᠢᠷᠭ᠎ᠠ ᠲᠠᠢ ᠪᠠᠨ ᠦᠵᠡᠰᠬᠦᠯᠡᠩᠲᠦ

ᠨᠣᠭᠣᠭᠠᠨ ᠬᠥᠨᠳᠡᠢ ᠳᠡᠭᠡᠨ ᠢᠳᠡᠭᠡᠰᠢᠯᠡᠨ ᠪᠡᠯᠴᠢᠳᠡᠭ ᠪᠠᠢᠵᠠᠢ᠃ ᠭᠡᠲᠡᠯ᠎ᠡ

ᠨᠢᠭᠡᠨ ᠵᠤᠨ ᠦᠵᠡᠰᠬᠦᠯᠡᠩᠲᠦ ᠨᠣᠭᠣᠭᠠᠨ ᠬᠥᠨᠳᠡᠢ᠂ ᠥᠷᠭᠡᠨ ᠲᠠᠯ᠎ᠠ

ᠨᠤᠲᠤᠭ ᠲᠤ ᠨᠢ ᠭᠠᠨ ᠭᠠᠴᠢᠭ ᠪᠣᠯᠵᠤ ᠡᠪᠡᠰᠦ ᠨᠣᠭᠣᠭ᠎ᠠ ᠤᠷᠭᠤᠭᠰᠠᠨ ᠦᠭᠡᠢ᠃

ᠲᠡᠭᠡᠬᠦ ᠪᠡᠷ ᠨᠢ ᠴᠤᠤᠲᠤ ᠶᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ

ᠰᠦᠷᠦᠭ᠂ ᠳᠠᠷᠬᠠᠨ ᠬᠤᠯᠠ ᠠᠵᠢᠷᠭ᠎ᠠ ᠲᠠᠢ ᠪᠠᠨ ᠬᠠᠮᠲᠤ ᠨᠤᠲᠤᠭ ᠠᠴᠠ

ᠪᠠᠨ ᠭᠠᠷᠴᠤ ᠭᠤᠷᠪᠠᠨ ᠵᠢᠯ ᠦᠨ ᠭᠠᠵᠠᠷ ᠡᠪᠡᠰᠦᠨ ᠦ ᠰᠢᠮ᠎ᠡ ᠶᠢ ᠬᠥᠭᠡᠭᠡᠨ

ᠠᠯᠤᠰ ᠤᠨ ᠠᠶᠠᠨ ᠳᠤ ᠭᠠᠷᠴᠠᠢ᠃

ᠲᠡᠭᠡᠵᠦ ᠶᠠᠪᠤᠭᠰᠠᠭᠠᠷ ᠲᠡᠳᠡ ᠡᠪᠡᠰᠦ ᠨᠣᠭᠣᠭ᠎ᠠ ᠲᠡᠭᠰᠢᠷᠡᠭᠰᠡᠨ ᠦᠵᠡᠰᠬᠦᠯᠡᠩᠲᠦ

ᠨᠤᠲᠤᠭ ᠲᠤ ᠢᠷᠡᠵᠡᠭᠡᠪᠡ᠃ ᠲᠡᠳᠡ ᠲᠡᠨᠳᠡ ᠨᠤᠲᠤᠭᠯᠠᠵᠤ ᠤᠰᠤᠨ ᠤ

ᠰᠠᠢᠨ ᠢᠶᠠᠷ ᠤᠮᠳᠠᠭᠠᠯᠠᠵᠤ᠂ ᠡᠪᠡᠰᠦᠨ ᠦ ᠰᠠᠢᠨ ᠢ ᠢᠳᠡᠵᠦ᠂ ᠬᠤᠵᠢᠷ ᠤᠨ

ᠰᠠᠢᠨ ᠢ ᠳᠣᠯᠢᠶᠠᠨ ᠬᠥᠭᠡᠭᠡᠴᠡᠯᠳᠦᠨ ᠲᠣᠭᠯᠠᠳᠠᠭ ᠪᠠᠢᠯ᠎ᠠ᠃

Edit Content

ᠭᠡᠲᠡᠯ᠎ᠡ ᠲᠡᠷᠬᠡᠦ ᠭᠣᠣᠯ ᠤᠨ ᠬᠥᠪᠪᠥᠨ ᠳᠡᠭᠡᠷ᠎ᠡ ᠭᠠᠯᠠᠭᠤᠨ ᠤ ᠳᠣᠯᠣᠭᠠᠨ ᠥᠨᠳᠡᠭᠡ

ᠪᠠᠶᠢᠭᠰᠠᠨ ᠢ ᠰᠦᠷᠦᠭ ᠦᠨ ᠬᠢᠨ ᠮᠡᠳᠡᠯ ᠦᠭᠡᠢ ᠬᠠᠭ᠎ᠠ ᠭᠢᠰᠬᠢᠵᠦ ᠣᠷᠬᠢᠵᠠᠢ᠃ ᠲᠡᠷᠡ

ᠳᠠᠷᠤᠢ ᠴᠤᠤᠲᠤ ᠶᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ ᠰᠦᠷᠦᠭ᠂ ᠳᠠᠷᠬᠠᠨ

ᠬᠤᠯᠠ ᠠᠵᠢᠷᠭᠠᠨ ᠳᠤ ᠪᠠᠨ ᠡᠢᠮᠦ ᠨᠢᠭᠡᠨ ᠰᠠᠨᠠᠭᠤᠯᠭ᠎ᠠ ᠥᠭᠴᠡᠢ᠃
《ᠣᠳᠣᠬᠠᠨ ᠡᠨᠳᠡ ᠡᠴᠡ ᠶᠠᠪᠤᠵᠠᠭᠠᠶ᠎ᠠ᠃ ᠪᠢᠳᠡ ᠬᠦᠮᠦᠨ ᠦ ᠨᠤᠲᠤᠭ ᠲᠤ ᠳᠤᠷ᠎ᠠ 

ᠪᠠᠷ ᠢᠶᠠᠨ ᠢᠷᠡᠵᠦ ᠳᠣᠯᠣᠭᠠᠨ ᠴᠠᠭᠠᠨ ᠥᠨᠳᠡᠭᠡ ᠶᠢ ᠨᠢ ᠭᠢᠰᠢᠭᠯᠡᠨ ᠬᠥᠨᠦᠭᠡᠯ᠎ᠡ᠃

ᠲᠢᠢᠮᠦ ᠡᠴᠡ ᠡᠨᠡ ᠨᠤᠲᠤᠭᠢᠬᠠᠨ ᠪᠢᠳᠡᠨ ᠢ ᠣᠳᠣ ᠳᠠᠢᠰᠤᠨ ᠢᠶᠠᠨ ᠭᠡᠵᠦ ᠦᠵᠡᠬᠦ

ᠪᠣᠯᠤᠨ᠎ᠠ᠃ ᠲᠤᠩ ᠤᠳᠤᠬᠤ ᠦᠭᠡᠢ ᠥᠷᠯᠥᠭᠡᠨ ᠦ ᠮᠠᠨᠳᠤᠬᠤ ᠨᠠᠷᠠᠨ ᠢᠶᠠᠷ ᠰᠢᠪᠠᠭᠤᠨ

ᠰᠦᠷᠦᠭ ᠢᠷᠡᠭᠡᠳ ᠪᠢᠳᠡᠨ ᠢ ᠳᠣᠪᠲᠣᠯᠤᠨ ᠬᠥᠨᠦᠭᠡᠬᠦ ᠪᠣᠯᠤᠨ᠎ᠠ》 ᠭᠡᠪᠡ᠃

ᠭᠡᠪᠡᠴᠦ ᠢᠵᠢᠯᠢ ᠰᠦᠷᠦᠭ ᠨᠢ ᠴᠤᠤᠲᠤ ᠶᠢᠨ ᠴᠠᠭᠠᠭᠴᠢ ᠭᠡᠭᠦᠦᠨ ᠦ ᠦᠭᠡᠨ ᠳᠦ

ᠣᠷᠣᠯ ᠦᠭᠡᠢ ᠪᠢᠴᠢᠬᠠᠨ ᠰᠢᠪᠠᠭᠤᠳ ᠢ ᠪᠠᠰᠤᠮᠵᠢᠯᠠᠨ ᠳᠣᠭᠣᠭᠢᠯᠠᠭᠰᠠᠭᠠᠷ ᠵᠤᠭ᠎ᠠ

ᠴᠡᠩᠭᠡᠯ ᠢᠶᠡᠨ ᠦᠷᠭᠦᠯᠵᠢᠯᠡᠭᠦᠯᠵᠡᠢ᠃

ᠭᠡᠲᠡᠯ᠎ᠡ ᠮᠠᠷᠭᠠᠰᠢ ᠥᠷᠯᠥᠭᠡᠨ ᠦ ᠤᠷᠭᠤᠬᠤ ᠶᠢᠨ ᠤᠯᠠᠭᠠᠨ ᠨᠠᠷᠠᠨ ᠢᠶᠠᠷ ᠦᠨᠡᠬᠡᠷ ᠰᠢᠪᠠᠭᠤᠨ

ᠰᠦᠷᠦᠭ ᠢᠷᠡᠵᠦ ᠴᠤᠤᠲᠤ ᠶᠢᠨ ᠴᠠᠭᠠᠭᠴᠢ ᠭᠡᠭᠦᠦᠨ ᠦ ᠳᠠᠯᠠᠨ ᠬᠣᠶᠠᠷ ᠢᠵᠢᠯᠢ᠂

ᠳᠠᠷᠬᠠᠨ ᠬᠤᠯᠠ ᠠᠵᠢᠷᠭ᠎ᠠ ᠶᠢ ᠨᠢ ᠲᠣᠩᠰᠢᠵᠤ ᠠᠯᠠᠭᠠᠳ ᠳᠠᠭᠤᠰᠬᠠᠵᠠᠢ᠃ ᠭᠠᠭᠴᠠ

ᠴᠤᠤᠲᠤ ᠶᠢᠨ ᠴᠠᠭᠠᠭᠴᠢ ᠭᠡᠭᠦᠦ ᠯᠠ ᠴᠣᠯᠮᠣᠨ ᠴᠣᠬᠣᠷ ᠤᠨᠠᠭ᠎ᠠ ᠲᠠᠢ ᠪᠠᠨ ᠠᠮᠢ ᠭᠠᠷᠤᠨ

ᠵᠢᠭᠤᠲᠠᠵᠠᠢ᠃

ᠭᠡᠪᠡᠴᠦ ᠬᠣᠷᠣᠰᠴᠤ ᠪᠤᠬᠢᠨᠢᠲᠤᠭᠰᠠᠨ ᠰᠢᠪᠠᠭᠤᠨ ᠰᠦᠷᠦᠭ ᠡᠬᠡ ᠬᠡᠦ ᠬᠣᠶᠠᠷ ᠢ ᠬᠥᠨᠦᠭᠡᠬᠦ

ᠭᠡᠳ ᠪᠦᠰᠡᠯᠡᠨ ᠳᠣᠪᠲᠣᠯᠬᠤ ᠪᠠᠨ ᠵᠣᠭᠰᠣᠭᠰᠠᠨ ᠦᠭᠡᠢ᠃
ᠢᠩᠭᠢᠭᠰᠡᠭᠡᠷ ᠲᠡᠳᠡᠨ ᠦ ᠪᠠᠢᠯᠳᠤᠬᠤ ᠰᠤᠮᠤ ᠨᠢ ᠴᠥᠭᠡᠷᠡᠴᠢ ᠵᠥᠪᠬᠡᠨ ᠨᠢᠭᠡ ᠲᠠᠯ᠎ᠠ 

ᠠᠴᠠ ᠨᠢ ᠬᠠᠷᠪᠤᠨ ᠳᠣᠪᠲᠣᠯᠬᠤ ᠪᠣᠯᠪᠠ᠃ ᠬᠣᠢᠳ ᠲᠠᠯ᠎ᠠ ᠠᠴᠠ ᠨᠢ ᠳᠣᠪᠲᠣᠯᠬᠤ

ᠳᠤ᠌ ᠴᠤᠤᠲᠤ ᠶᠢᠨ ᠴᠠᠭᠠᠭᠴᠢ ᠭᠡᠭᠦᠦ ᠤᠨᠠᠭ᠎ᠠ ᠪᠠᠨ ᠤᠷᠳᠤ ᠲᠠᠯ᠎ᠠ ᠳᠤ ᠪᠠᠨ ᠠᠪᠴᠤ

ᠬᠠᠮᠠᠭᠠᠯᠠᠪᠠ᠃ ᠡᠮᠦᠨ᠎ᠡ ᠲᠠᠯ᠎ᠠ ᠠᠴᠠ ᠨᠢ ᠳᠣᠪᠲᠣᠯᠬᠤ ᠳᠤ ᠤᠨᠠᠭ᠎ᠠ ᠪᠠᠨ ᠬᠣᠶᠢᠳ

ᠲᠠᠯ᠎ᠠ ᠳᠤ ᠪᠠᠨ ᠠᠪᠴᠤ ᠬᠠᠮᠠᠭᠠᠯᠠᠵᠠᠢ᠃

ᠪᠤᠬᠢᠨᠢᠲᠤᠵᠤ ᠠᠭᠤᠷᠯᠠᠭᠰᠠᠨ ᠰᠢᠪᠠᠭᠤᠨ ᠰᠦᠷᠦᠭ ᠳ᠋ᠠᠬᠢᠨ ᠭᠠᠵᠠᠷ ᠤᠨ ᠳ᠋ᠣᠣ ᠳᠤ ᠲᠠᠯ᠎ᠠ ᠪᠠᠷ

ᠳᠣᠪᠲᠣᠯᠤᠨ ᠬᠠᠷᠪᠤᠬᠤ ᠳᠤ ᠭᠡᠭᠦᠦ ᠤᠨᠠᠭ᠎ᠠ ᠪᠠᠨ ᠭᠠᠵᠠᠷ ᠤᠨ ᠳᠡᠭᠡᠳᠦ ᠲᠠᠯ᠎ᠠ ᠳᠤ ᠭᠠᠷᠭᠠᠨ

ᠬᠠᠮᠠᠭᠠᠯᠠᠪᠠ᠃ ᠴᠢᠩᠬ᠎ᠠ ᠳᠡᠭᠡᠷ᠎ᠡ ᠡᠴᠡ ᠨᠢ ᠳᠠᠭᠠᠷᠢᠨ ᠳᠣᠪᠲᠣᠯᠬᠤ ᠳᠤ ᠤᠨᠠᠭ᠎ᠠ ᠪᠠᠨ

ᠳᠣᠣᠷ᠎ᠠ ᠪᠠᠨ ᠣᠷᠣᠭᠤᠯᠤᠨ ᠬᠠᠮᠠᠭᠠᠯᠠᠵᠠᠢ᠃

ᠢᠩᠭᠢᠭᠰᠡᠭᠡᠷ ᠰᠢᠪᠠᠭᠤᠨ ᠰᠦᠷᠦᠭ ᠴᠤ ᠵᠠᠯᠬᠠᠵᠤ ᠶᠠᠳᠠᠷᠠᠭᠠᠳ᠂ ᠰᠤᠮᠤ ᠵᠡᠪᠰᠡᠭ

ᠨᠢ ᠴᠤ ᠡᠯᠡᠭᠳᠡᠵᠦ ᠳᠠᠭᠤᠰᠤᠭᠠᠳ᠂ ᠴᠤᠤᠲᠤ ᠶᠢᠨ ᠴᠠᠭᠠᠭᠴᠢ ᠭᠡᠭᠦᠦ ᠶᠢ ᠤᠨᠠᠭ᠎ᠠ 

ᠲᠠᠢ ᠨᠢ ᠬᠠᠮᠲᠤ ᠣᠷᠬᠢᠭᠠᠳ ᠪᠤᠴᠠᠵᠠᠢ᠃
ᠴᠣᠯᠮᠣᠨ ᠴᠣᠭᠣᠬᠣᠷ ᠤᠨᠠᠭ᠎ᠠ ᠪᠠᠨ ᠡᠰᠡᠨ ᠮᠡᠨᠳᠦ ᠠᠪᠴᠤ ᠦᠯᠡᠳᠡᠭᠰᠡᠨ ᠴᠤᠤᠲᠤ ᠶᠢᠨ

ᠴᠠᠭᠠᠭᠴᠢ ᠭᠡᠭᠦᠦ ᠭᠤᠷᠪᠠᠨ ᠵᠢᠯ ᠦᠨ ᠴᠠᠭᠠᠨ᠎ᠠ ᠪᠠᠶᠢᠭ᠎ᠠ ᠨᠤᠲᠤᠭ ᠤᠨ ᠵᠦᠭ

ᠪᠤᠴᠠᠬᠤ ᠪᠠᠷ ᠰᠠᠷ᠎ᠠ ᠶᠢᠨ ᠭᠠᠵᠠᠷ ᠢ ᠡᠳᠦᠷ ᠢᠶᠡᠷ ᠡᠳᠦᠷ ᠦᠨ ᠭᠠᠵᠠᠷ ᠢ ᠰᠠᠷ᠎ᠠ ᠪᠠᠷ

ᠲᠣᠪᠴᠢᠯᠠᠨ ᠶᠠᠪᠤᠪᠠ᠃ ᠭᠡᠲᠡᠯ᠎ᠡ ᠨᠢᠭᠡᠨ ᠡᠳᠦᠷ ᠴᠣᠯᠮᠣᠨ ᠴᠣᠬᠣᠷ ᠤᠨᠠᠭ᠎ᠠ

ᠡᠵᠢ ᠡᠴᠡ ᠪᠡᠨ᠄

– ᠡᠵᠢ ᠪᠡᠨ᠂ ᠡᠵᠢ ᠪᠡᠨ ᠲᠠᠨ ᠤ ᠪᠡᠶ᠎ᠡ ᠪᠡᠷ ᠨᠢᠭᠡ ᠰᠠᠷᠠᠶᠢᠵᠤ ᠰᠡᠷᠡᠶᠢᠭᠰᠡᠨ

ᠡᠨᠡ ᠶᠡᠬᠡ ᠵᠦᠢᠯ ᠴᠢᠨᠢ ᠤᠤ ᠪᠤᠢ? ᠭᠡᠵᠦ ᠠᠰᠠᠭᠤᠵᠤ ᠭᠡᠨ᠎ᠡ᠃ ᠴᠤᠤᠲᠤ ᠶᠢᠨ

ᠴᠠᠭᠠᠭᠴᠢ ᠭᠡᠭᠦᠦ ᠬᠠᠷᠢᠭᠤ ᠳᠤ ᠨᠢ᠄
– ᠬᠠᠷᠭᠠᠨ᠎ᠠ ᠪᠤᠲᠠ ᠲᠠᠢ ᠳᠠᠪᠠᠭ᠎ᠠ ᠶᠢ ᠳᠠᠪᠠᠬᠤ ᠳᠤ ᠰᠢᠪᠡᠭᠡ ᠦᠵᠦᠭᠦᠷ ᠲᠡᠢ

ᠡᠪᠡᠰᠦ ᠯᠠ ᠨᠠᠭᠠᠯᠳᠤᠭ᠎ᠠ ᠪᠢᠵᠡ ᠳ᠋ᠡ ᠭᠡᠪᠡ᠃ ᠭᠡᠲᠡᠯ᠎ᠡ ᠤᠨᠠᠭ᠎ᠠ ᠳᠠᠬᠢᠭᠠᠳ ᠯᠠ᠄
– ᠡᠵᠢ ᠪᠡᠨ᠂ ᠡᠵᠢ ᠪᠡᠨ᠃ ᠲᠠᠨ ᠤ ᠪᠡᠶᠡᠰ ᠣᠷᠭᠢᠯᠠᠵᠤ ᠤᠷᠤᠰᠤᠭᠠᠳ ᠪᠠᠶᠢᠭ᠎ᠠ

ᠤᠯᠠᠭᠠᠨ ᠤᠯᠠᠭᠠᠨ ᠶᠤᠮ ᠤᠤ ᠪᠤᠢ? ᠭᠡᠵᠦ ᠠᠰᠠᠭᠤᠪᠠ᠃ ᠬᠠᠷᠢᠭᠤ ᠳᠤ ᠨᠢ

ᠴᠤᠤᠲᠤ ᠶᠢᠨ ᠴᠠᠭᠠᠭᠴᠢ ᠭᠡᠭᠦᠦ᠄
– ᠵᠣᠰᠣᠲᠤ ᠶᠢᠨ ᠤᠯᠠᠭᠠᠨ ᠳᠠᠪᠠᠭ᠎ᠠ ᠪᠠᠷ ᠳᠠᠪᠠᠬᠤ ᠳᠤ ᠵᠣᠰᠣᠨ ᠳᠤ

ᠪᠤᠳᠤᠭᠳᠠᠭᠰᠠᠨ ᠤᠯᠠᠭᠠᠨ ᠰᠢᠪᠠᠷ ᠨᠠᠭᠠᠯᠳᠤᠭ᠎ᠠ ᠪᠢᠵᠡ ᠡ ᠭᠡᠵᠡᠢ᠃ ᠬᠡᠰᠡᠭ

ᠶᠠᠪᠤᠵᠤ ᠪᠠᠶᠢᠭ᠎ᠠ ᠤᠨᠠᠭ᠎ᠠ ᠳᠠᠬᠢᠭᠠᠳ ᠯᠠ᠄