ᠮᠣᠩᠭᠣᠯ

– ᠡᠵᠢ ᠪᠡᠨ᠂ ᠡᠵᠢ ᠪᠡᠨ ᠲᠣᠪᠣᠷ ᠲᠣᠪᠣᠷ ᠶᠠᠪᠤᠳᠠᠯ ᠲᠠᠢ ᠲᠡᠭᠰᠢᠬᠡᠨ ᠴᠠᠭᠠᠨ ᠬᠥᠯ

ᠴᠢᠨᠢ ᠶᠠᠭᠤᠨ ᠳᠤ ᠰᠣᠯᠪᠢᠵᠢ ᠭᠤᠪᠢᠭᠠᠳ ᠪᠠᠶᠢᠭ᠎ᠠ ᠶᠤᠮ ᠪᠤᠢ ᠭᠡᠪᠡ᠃
– ᠬᠦᠦ ᠮᠢᠨᠢ᠂ ᠭᠠᠵᠠᠷ ᠤᠨ ᠬᠣᠯᠠ ᠤᠰᠤᠨ ᠤ ᠤᠷᠲᠤ ᠳᠤ ᠶᠠᠳᠠᠷᠠᠭᠠᠳ ᠲᠡᠷᠡ

ᠪᠢᠵᠡ ᠳ᠋ᠡ ᠭᠡᠪᠡ᠃ ᠡᠶᠢᠨᠬᠦᠦ ᠶᠠᠪᠤᠭᠰᠠᠭᠠᠷ ᠲᠡᠳᠡ ᠨᠤᠲᠤᠭ ᠤᠨ ᠵᠠᠬ᠎ᠠ ᠳᠤ

ᠢᠷᠡᠵᠡᠢ᠃ ᠡᠨᠡ ᠦᠶ᠎ᠡ ᠪᠡᠷ ᠴᠤᠤᠲᠤ ᠶᠢᠨ ᠴᠠᠭᠠᠭᠴᠢ ᠭᠡᠭᠦᠦ ᠰᠢᠪᠠᠭᠤᠨ

ᠰᠦᠷᠦᠭ ᠦᠨ ᠳᠣᠪᠲᠣᠯᠭᠠᠨ ᠠᠴᠠ ᠣᠯᠤᠭᠰᠠᠨ ᠰᠢᠷᠬ᠎ᠠ ᠪᠠᠨ ᠳᠠᠬᠤ ᠦᠭᠡᠢ

ᠤᠳᠠᠯ ᠦᠭᠡᠢ ᠨᠠᠰᠤ ᠨᠥᠭᠴᠢᠬᠦ ᠨᠢ ᠭᠡᠳᠡᠭ ᠢᠶᠡᠨ ᠣᠶᠢᠯᠠᠭᠠᠭᠠᠳ ᠰᠡᠭᠦᠯᠴᠢ 

ᠶᠢᠨ ᠤᠳᠠᠭ᠎ᠠ ᠤᠨᠠᠭᠠᠨ ᠳᠤ ᠪᠠᠨ ᠵᠠᠬᠢᠶᠠᠰᠤ ᠦᠭᠡ ᠪᠡᠨ ᠬᠡᠯᠡᠵᠡᠢ᠄
-ᠵᠠ ᠬᠦᠦ ᠮᠢᠨᠢ᠃ ᠠᠷᠤ ᠭᠠᠵᠠᠷ ᠢᠶᠠᠷ ᠪᠢᠲᠡᠭᠡᠢ ᠶᠠᠪᠤᠭᠠᠷᠠᠢ ᠰᠢᠭᠤᠷᠭ᠎ᠠ

ᠶᠡᠬᠡ ᠲᠡᠢ ᠤᠴᠢᠷ ᠠᠴᠠ ᠴᠢᠨᠣ᠎ᠠ ᠡᠷᠭᠢᠭᠡᠳ ᠪᠠᠶᠢᠳᠠᠭ ᠶᠤᠮ ᠰᠢᠦ᠃

ᠥᠪᠥᠷ ᠭᠠᠵᠠᠷ ᠤᠨᠲᠠᠵᠤ ᠶᠠᠪᠤᠭᠠᠷᠠᠢ᠃ ᠨᠥᠮᠥᠷᠢ ᠲᠡᠢ ᠳᠤᠯᠠᠭᠠᠬᠠᠨ

ᠪᠠᠶᠢᠳᠠᠭ ᠶᠤᠮ᠃ ᠠᠶᠢᠯ ᠤᠨ ᠡᠭᠦᠳᠡ ᠪᠡᠷ ᠪᠢᠲᠡᠭᠡᠢ ᠭᠠᠷᠤᠭᠠᠷᠠᠢ᠃

ᠬᠡᠦᠬᠡᠳ ᠨᠣᠬᠠᠢ ᠡᠭᠡᠷᠡᠭᠡᠳ ᠶᠠᠪᠤᠭᠤᠯᠳᠠᠭ ᠦᠭᠡᠢ ᠶᠤᠮ᠃ ᠲᠡᠶᠢᠮᠦ ᠡᠴᠡ

ᠠᠷᠤ ᠪᠠᠷ ᠨᠢ ᠲᠣᠭᠣᠷᠢᠵᠤ ᠭᠠᠷᠤᠭᠠᠷᠠᠢ᠃ ᠨᠡᠭᠦᠭᠰᠡᠨ ᠠᠶᠢᠯ ᠤᠨ

ᠪᠠᠭᠤᠷᠢᠨ ᠳᠡᠭᠡᠷ᠎ᠡ ᠪᠢᠲᠡᠭᠡᠢ ᠬᠣᠨᠣᠭᠯᠠᠭᠠᠷᠠᠢ᠂ ᠵᠡᠭᠦᠦ ᠲᠡᠪᠡᠨᠡ ᠱᠣᠷᠣᠯᠠᠭᠠᠳ ᠴᠤ

ᠬᠠᠳᠬᠠᠴᠢᠵᠤ ᠮᠡᠳᠡᠨ᠎ᠡ᠃

Edit Content

ᠢᠵᠢᠯᠢ ᠰᠦᠷᠦᠭ ᠲᠡᠢ ᠪᠡᠨ ᠶᠠᠪᠤᠬᠤ ᠳᠤ ᠪᠠᠨ ᠵᠠᠪᠠᠯ ᠵᠠᠬ᠎ᠠ ᠳᠤ ᠨᠢ ᠢᠳᠡᠭᠡᠰᠢᠯᠡᠵᠦ

ᠪᠠᠶᠢᠭᠠᠷᠠᠢ᠃ ᠬᠠᠷᠢᠨ ᠤᠰᠤ ᠤᠤᠭᠤᠵᠤ ᠴᠠᠩᠭᠠᠭ᠎ᠠ ᠪᠠᠨ ᠲᠠᠶᠢᠯᠬᠤ ᠪᠣᠯ ᠬᠠᠮᠤᠭ ᠤᠨ

ᠲᠦᠷᠦᠭᠦᠨ ᠳᠤ ᠤᠷᠵᠢ ᠪᠠᠶᠢᠭᠠᠷᠠᠢ᠃ ᠠᠳᠤᠭᠤᠨ ᠤ ᠰᠡᠭᠦᠯ ᠳᠦ ᠣᠷᠣᠪᠠᠯ ᠡᠵᠡᠨ ᠨᠢ

ᠵᠣᠳᠣᠵᠤ ᠴᠣᠬᠢᠶ᠎ᠠ ᠳᠤ ᠬᠡᠴᠡᠭᠦᠦ ᠪᠠᠶᠢᠳᠠᠭ ᠶᠤᠮ᠃ ᠬᠠᠷᠢᠨ ᠳᠤᠮᠳᠠ ᠣᠷᠣᠪᠠᠯ ᠳᠠᠭᠠᠷᠢᠵᠤ

ᠢᠰᠬᠦᠯᠵᠦ ᠠᠯᠠᠴᠢᠬ᠎ᠠ ᠭᠡᠳ ᠠᠮᠠᠷ ᠦᠭᠡᠢ᠃ ᠬᠦᠦ ᠮᠢᠨᠢ ᠡᠵᠢ ᠶᠢᠨ ᠢᠶᠡᠨ ᠪᠤᠯᠠᠰᠢᠨ

ᠳᠡᠭᠡᠷ᠎ᠡ ᠭᠤᠷᠪᠠᠨ ᠵᠢᠯ ᠪᠣᠯᠤᠭᠠᠳ ᠢᠷᠡᠭᠡᠷᠡᠢ᠃ ᠢᠩᠭᠢᠵᠦ ᠵᠠᠬᠢᠶ᠎ᠠ ᠳᠤ ᠴᠤᠤᠲᠤ ᠶᠢᠨ

ᠴᠠᠭᠠᠭᠴᠢ ᠭᠡᠭᠦᠦ ᠨᠠᠰᠤ ᠨᠥᠬᠦᠴᠡᠵᠡᠢ᠃
ᠴᠣᠯᠮᠣᠨ ᠴᠣᠬᠣᠷ ᠤᠨᠠᠭ᠎ᠠ ᠭᠠᠭᠴᠠ ᠪᠠᠷ ᠦᠯᠡᠳᠡᠭᠡᠳ ᠡᠵᠢ ᠶᠢᠨ ᠢᠶᠡᠨ ᠵᠠᠬᠢcᠨ ᠢ

ᠮᠠᠷᠲᠠᠴᠢᠬᠠᠵᠠᠢ᠃ ᠠᠷᠤ ᠭᠠᠵᠠᠷ ᠤᠨᠲᠠᠬᠤ ᠳᠤ ᠨᠢ ᠰᠠᠯᠬᠢ ᠰᠢᠭᠤᠷᠭ᠎ᠠ ᠳᠠᠭᠠᠷᠠᠭᠤᠯᠵᠤ

ᠴᠢᠨᠣ᠎ᠠ ᠪᠠᠷᠢᠵᠤ ᠢᠳᠡᠴᠢᠬᠡ ᠭᠡᠳ ᠠᠮᠠᠷ ᠦᠭᠡᠢ ᠪᠠᠶᠢᠯ᠎ᠠ᠃ ᠴᠣᠯᠮᠣᠨ ᠴᠣᠬᠣᠷ

ᠤᠨᠠᠭ᠎ᠠ 《ᠡᠵᠢ ᠶᠢᠨ ᠮᠢᠨᠢ ᠵᠠᠬᠢᠭᠰᠠᠨ ᠦᠭᠡ ᠶᠠᠭᠤᠲᠠᠢ ᠦᠨᠡᠨ ᠪᠢᠯᠡ》

ᠬᠡᠮᠡᠨ ᠪᠠᠶᠢᠨ ᠪᠠᠶᠢᠨ ᠤᠬᠢᠯᠠᠭᠰᠠᠭᠠᠷ ᠥᠪᠥᠷ ᠭᠠᠵᠠᠷ ᠠᠮᠤᠭᠤᠯᠠᠩ ᠲᠠᠶᠢᠪᠤᠩ

ᠤᠨᠲᠠᠵᠤ ᠠᠮᠠᠷᠠᠳᠠᠭ ᠪᠣᠯᠪᠠ᠃
ᠳᠠᠷᠠᠭ᠎ᠠ ᠨᠢ ᠴᠣᠯᠮᠣᠨ ᠴᠣᠬᠣᠷ ᠤᠨᠠᠭ᠎ᠠ ᠠᠶᠢᠯ ᠤᠨ ᠡᠭᠦᠳᠡ ᠪᠡᠷ ᠭᠠᠷᠴᠤ ᠶᠠᠪᠤᠭᠠᠳ

ᠬᠡᠦᠬᠡᠳ ᠲᠦ ᠨᠣᠣᠯᠠᠭᠤᠯᠵᠤ᠂ ᠨᠣᠬᠠᠢ ᠳᠤ ᠬᠥᠭᠡᠭᠡᠭᠳᠡᠨ ᠵᠦᠳᠡᠷᠡᠵᠡᠢ᠃ ᠡᠭᠦᠨ ᠡᠴᠡ

ᠬᠣᠶᠢᠰᠢ ᠲᠡᠷᠡ ᠠᠶᠢᠯ ᠤᠨ ᠠᠷᠤ ᠲᠠᠯ᠎ᠠ ᠪᠠᠷ ᠰᠡᠮᠡᠬᠡᠨ ᠲᠣᠭᠣᠷᠢᠵᠤ ᠭᠠᠷᠳᠠᠭ ᠪᠣᠯᠪᠠ᠃

ᠢᠵᠢᠯ ᠰᠦᠷᠦᠭ ᠦᠨ ᠢᠶᠡᠨ ᠡᠮᠦᠨ᠎ᠡ ᠭᠠᠷᠤᠭᠠᠳ ᠤᠰᠤ ᠤᠤᠭᠤᠪᠠᠯ ᠬᠠᠮᠤᠭ ᠤᠨ

ᠲᠤᠩᠭᠠᠯᠠᠭ ᠰᠡᠷᠢᠭᠦᠨ ᠤᠰᠤ ᠶᠢ ᠤᠤᠭᠤᠬᠤ ᠠᠵᠡᠢ᠃ ᠣᠯᠠᠨ ᠠᠳᠤᠭᠤᠨ ᠤ ᠰᠡᠭᠦᠯ ᠳᠦ

ᠣᠷᠣᠵᠤ ᠶᠠᠪᠤᠭᠠᠳ ᠨᠢᠭᠡ ᠤᠳᠠᠭ᠎ᠠ ᠡᠵᠡᠨ ᠳᠦ ᠨᠢ ᠵᠣᠳᠣᠭᠤᠯᠵᠤ ᠨᠦᠳᠦᠭᠦᠯᠦᠨ ᠵᠣᠯ 

ᠲᠠᠢ ᠯᠠ ᠪᠡᠷᠲᠡᠵᠦ ᠭᠡᠮᠲᠦᠭᠰᠡᠨ ᠦᠭᠡᠢ᠃

ᠲᠡᠭᠡᠬᠦ ᠪᠡᠷ ᠨᠢ ᠤᠨᠠᠭ᠎ᠠ ᠨᠢᠭᠤᠨ ᠨᠢᠭᠤᠨ ᠤᠬᠢᠯᠠᠭᠰᠠᠭᠠᠷ ᠰᠦᠷᠦᠭ ᠦᠨ ᠭᠣᠣᠯ ᠳᠤ

ᠣᠷᠣᠭᠠᠳ ᠶᠠᠪᠤᠲᠠᠯ᠎ᠠ ᠲᠠᠯ᠎ᠠ ᠲᠠᠯ᠎ᠠ ᠠᠴᠠ ᠨᠢ ᠢᠰᠬᠦᠯᠵᠦ ᠲᠡᠶᠢᠷᠴᠢ ᠠᠯᠠᠴᠢᠬ᠎ᠠ

ᠭᠡᠳ ᠠᠮᠤᠷ ᠵᠠᠶᠠᠭ᠎ᠠ ᠦᠵᠡᠭᠦᠯᠦᠭᠰᠡᠨ ᠦᠭᠡᠢ ᠭᠡᠨ᠎ᠡ᠃ ᠢᠩᠭᠢᠭᠡᠳ ᠤᠨᠠᠭ᠎ᠠ

ᠡᠵᠢ ᠶᠢᠨ ᠢᠶᠡᠨ ᠦᠭᠡ ᠶᠢ ᠡᠷᠭᠢᠵᠦ ᠨᠢᠭᠡ ᠰᠠᠨᠠᠭᠠᠳ ᠢᠵᠢᠯ ᠰᠦᠷᠦᠭ ᠦᠨ ᠢᠶᠡᠨ

ᠵᠠᠬ᠎ᠠ ᠳᠤ ᠨᠢ ᠭᠠᠷᠴᠤ ᠦᠵᠡᠪᠡᠯ ᠡᠵᠡᠨ ᠬᠦᠨᠳᠦ ᠨᠢ ᠵᠣᠳᠣᠭᠤᠯᠤᠯ ᠦᠭᠡᠢ

ᠢᠵᠢᠯᠢ ᠰᠦᠷᠦᠭ ᠲᠦ ᠪᠡᠨ ᠢᠰᠬᠦᠯᠦᠭᠦᠯᠦᠯ ᠦᠭᠡᠢ ᠡᠪᠡᠰᠦᠨ ᠦ ᠰᠢᠨ᠎ᠡ ᠶᠢ ᠢᠳᠡᠵᠦ

ᠠᠶ᠎ᠠ ᠲᠠᠪᠠ ᠪᠠᠷ ᠢᠶᠠᠨ ᠶᠠᠪᠤᠬᠤ ᠪᠣᠯᠵᠠᠢ᠃ ᠡᠵᠢ ᠶᠢᠨ ᠮᠢᠨᠢ ᠬᠡᠯᠡᠭᠰᠡᠨ ᠦᠭᠡ

ᠶᠠᠭᠤᠲᠠᠢ ᠦᠨᠡᠨ ᠪᠠᠶᠢᠵᠤ ᠪᠤᠢ ᠭᠡᠵᠦ ᠪᠣᠳᠣᠭᠰᠠᠭᠠᠷ ᠤᠨᠠᠭ᠎ᠠ ᠲᠣᠯᠣᠭᠠᠢ ᠪᠠᠷ ᠢᠶᠠᠨ

ᠲᠣᠭᠯᠠᠵᠤ ᠲᠣᠭᠣᠰᠣᠨ ᠠᠴᠠ ᠪᠠᠨ ᠪᠤᠰᠠᠭᠠᠰ ᠢᠶᠠᠷ ᠭᠤᠷᠪᠠᠨ ᠵᠢᠯ ᠦᠨ ᠨᠢᠭᠤᠷ ᠦᠵᠡᠪᠡ᠃

ᠴᠣᠯᠮᠣᠨ ᠴᠣᠬᠣᠷ ᠤᠨᠠᠭ᠎ᠠ ᠠᠴᠢᠲᠤ ᠡᠬᠡ ᠶᠢᠨ ᠢᠶᠡᠨ ᠪᠤᠯᠠᠰᠢᠨ ᠳᠡᠭᠡᠷ᠎ᠡ ᠣᠴᠢᠬᠤ

ᠴᠠᠭ ᠪᠣᠯᠤᠭᠰᠠᠨ ᠢ ᠮᠡᠳᠡᠭᠡᠳ ᠭᠠᠵᠠᠷ ᠤᠨ ᠬᠣᠯᠠ ᠶᠢ ᠲᠡᠮᠡᠴᠡᠨ ᠵᠢᠳᠬᠦᠭᠰᠡᠭᠡᠷ

ᠵᠣᠷᠢᠨ ᠢᠷᠡᠵᠡᠢ᠃ ᠭᠡᠲᠡᠯ᠎ᠡ ᠤᠨᠠᠭᠰᠠᠨ ᠭᠠᠵᠠᠷ ᠨᠢ ᠪᠠᠯ ᠪᠤᠷᠠᠮ ᠤᠷᠭᠤᠭᠰᠠᠨ

ᠪᠠᠶᠢᠯ᠎ᠠ᠃ ᠲᠡᠭᠦᠨ ᠢ ᠨᠢ ᠢᠳᠡᠭᠡᠳ ᠨᠠᠷᠠᠯᠠᠨ ᠲᠣᠩᠭᠣᠴᠢᠵᠤ ᠪᠠᠶᠢᠲᠠᠯ᠎ᠠ ᠨᠢᠭᠡᠨ

ᠮᠡᠷᠭᠡᠨ ᠬᠥᠪᠡᠭᠦᠨ ᠲᠠᠭᠠᠷᠠᠯᠳᠤᠵᠠᠢ᠃ ᠲᠡᠷᠡ ᠬᠦ ᠤᠨᠠᠭᠠᠨ ᠠᠴᠠ᠄
– ᠴᠢ ᠮᠢᠨᠦ ᠬᠦᠯᠦᠭ ᠮᠥᠨ ᠦᠦ?》 ᠬᠡᠮᠡᠨ ᠠᠰᠠᠭᠤᠪᠠ᠃ ᠬᠠᠷᠢᠭᠤ 

ᠳᠤ ᠨᠢ ᠤᠨᠠᠭ᠎ᠠ᠄
– ᠴᠢ ᠮᠢᠨᠦ ᠡᠵᠡᠨ ᠮᠥᠨ ᠦᠦ? ᠬᠡᠮᠡᠨ ᠠᠰᠠᠭᠤᠴᠠᠢ᠃ ᠬᠡᠦ᠄
– ᠪᠢ ᠴᠢᠨᠤ ᠡᠵᠡᠨ ᠮᠥᠨ ᠪᠢᠯᠡ ᠭᠡᠬᠦ ᠳᠦ ᠤᠨᠠᠭ᠎ᠠ᠄
– ᠲᠡᠭᠡᠪᠡᠯ ᠴᠢ ᠨᠠᠮᠠᠢ ᠪᠠᠷᠢᠵᠤ ᠠᠪ᠃ ᠲᠡᠭᠡᠭᠡᠳ ᠪᠢ ᠠᠭᠤᠯᠠ ᠶᠢ ᠲᠠᠯ᠎ᠠ ᠪᠣᠯᠲᠠᠯ᠎ᠠ᠂

ᠲᠠᠯ᠎ᠠ ᠶᠢ ᠲᠠᠮᠤ ᠪᠣᠯᠲᠠᠯ᠎ᠠ ᠪᠤᠰᠬᠠᠶ᠎ᠠ ᠭᠡᠪᠡ᠃

ᠡᠷᠡᠮᠡᠭᠡᠢ ᠮᠡᠷᠭᠡᠨ ᠬᠡᠦ ᠬᠡᠭᠡᠷ᠎ᠡ ᠶᠢᠨ ᠰᠠᠯᠬᠢᠨ ᠠᠴᠠ ᠥᠭᠡᠷ᠎ᠡ ᠵᠦᠢᠯ ᠨᠢᠷᠤᠭᠤᠨ ᠳᠡᠭᠡᠷ᠎ᠡ 

ᠪᠡᠨ ᠭᠠᠷᠭᠠᠵᠤ ᠦᠵᠡᠭᠡ ᠦᠭᠡᠢ ᠴᠣᠯᠮᠣᠨ ᠴᠣᠬᠣᠷ ᠤᠨᠠᠭ᠎ᠠ ᠶᠢ ᠪᠠᠷᠢᠵᠤ ᠠᠪᠤᠭᠠᠳ

ᠮᠥᠩᠭᠥᠨ ᠲᠣᠨᠣᠭ ᠢᠶᠠᠷ ᠴᠢᠮᠡᠭᠯᠡᠪᠡ᠃ ᠲᠡᠭᠡᠭᠡᠳ ᠠᠭᠤᠯᠠ ᠶᠢ ᠲᠠᠯ᠎ᠠ ᠪᠣᠯᠲᠠᠯ᠎ᠠ

ᠲᠠᠯ᠎ᠠ ᠶᠢ ᠲᠠᠮᠤ ᠪᠣᠯᠲᠠᠯ᠎ᠠ ᠪᠤᠰᠬᠠᠭᠰᠠᠨ ᠤᠨᠠᠭ᠎ᠠ ᠶᠢ ᠨᠣᠮᠣᠬᠠᠳᠬᠠᠵᠤ ᠠᠪᠤᠪᠠ᠃
ᠢᠩᠭᠢᠵᠦ ᠡᠵᠡᠨ ᠨᠢ ᠮᠣᠷᠢ ᠪᠠᠨ ᠲᠠᠨᠢᠵᠤ ᠮᠣᠷᠢ ᠨᠢ ᠡᠵᠡᠨ ᠢᠶᠡᠨ ᠲᠠᠨᠢᠭᠰᠠᠨ ᠢᠶᠠᠷ

ᠤᠨᠠᠭ᠎ᠠ ᠠᠶᠤᠬᠤ ᠠᠶᠤᠯ ᠦᠭᠡᠢ ᠠᠮᠤᠷ ᠰᠠᠶᠢᠬᠠᠨ ᠠᠮᠢᠳᠤᠷᠠᠬᠤ ᠪᠣᠯᠵᠠᠢ᠃